ᠤᠯᠤᠰ ᠤᠨ ᠠᠮᠤᠭᠤᠯᠠᠩᠳᠤ ᠤᠷᠤᠨ ᠰᠠᠭᠤᠴᠠ ᠶᠢᠨ ᠦᠯᠢᠭᠡᠷ ᠬᠡᠪ ᠤᠨ ᠪᠠᠷᠢᠯᠭ᠎ᠠ ᠶᠢᠨ ᠵᠢᠷᠤᠭ ᠲᠦᠯᠦᠪᠯᠡᠭᠡᠨ ᠤ ᠲᠦᠰᠤᠯ ᠢ ᠬᠢᠨᠠᠨ ᠲᠤᠭᠳᠠᠭᠠᠬᠤ ᠠᠷᠭ᠎ᠠ ᠵᠢᠴᠢ ᠱᠠᠭᠠᠷᠳᠠᠯᠭ᠎ᠠ
ᠨᠡᠶᠢᠲᠡᠯᠡᠭᠰᠡᠨ ᠴᠠᠭ᠄
2017/11/23
     ᠨᠢᠭᠡ᠂ ᠬᠢᠨᠠᠨ ᠲᠤᠭᠳᠠᠭᠠᠬᠤ ᠪᠠᠶᠢᠭᠤᠯᠤᠮᠵᠢ    ︵ᠨᠢᠭᠡ︶ ᠤᠯᠤᠰ ᠤᠨ ᠠᠮᠤᠭᠤᠯᠠᠩᠳᠤ ᠤᠷᠤᠨ ᠰᠠᠭᠤᠴᠠ ᠶᠢᠨ ᠦᠯᠢᠭᠡᠷ ᠬᠡᠪ ᠤᠨ ᠪᠠᠷᠢᠯᠭ᠎ᠠ ︵ᠳᠤᠷᠤᠭᠰᠢ ᠦᠯᠢᠭᠡᠷ ᠬᠡᠪ ᠤᠨ ᠪᠠᠷᠢᠯᠭ᠎ᠠ ᠬᠡᠵᠦ ᠲᠦᠭᠦᠮᠴᠢᠯᠡᠨ᠎ᠡ︶᠎ ᠶᠢᠨ ᠵᠢᠷᠤᠭ ᠲᠦᠯᠦᠪᠯᠡᠭᠡᠨ ᠤ ᠲᠦᠰᠤᠯ ᠤᠨ ᠡᠴᠤᠰ ᠤᠨ ᠬᠢᠨᠠᠯᠳᠠ ᠶᠢᠨ ᠠᠵᠢᠯ ᠢ ᠪᠦᠳᠤᠭᠡᠨ ᠪᠠᠶᠢᠭᠤᠯᠤᠯᠳᠠ ᠶᠢᠨ ᠶᠠᠮᠤᠨ ᠤ ᠤᠷᠤᠨ ᠰᠠᠭᠤᠴᠠ ᠶᠢᠨ ᠠᠵᠦ ᠦᠢᠯᠡᠰᠵᠢᠭᠦᠯᠦᠯᠳᠠ ᠶᠢ ᠠᠬᠢᠭᠤᠯᠬᠤ ᠲᠦᠪ ᠨᠢ ᠪᠦᠳᠤᠭᠡᠨ ᠪᠠᠶᠢᠭᠤᠯᠤᠯᠳᠠ ᠶᠢᠨ ᠶᠠᠮᠤᠨ ᠤ ᠬᠠᠮᠢᠶ᠎ᠠ ᠪᠦᠬᠦᠢ ᠵᠠᠬᠢᠷᠭ᠎ᠠ ᠲᠤᠪᠴᠢᠶ᠎ᠠ ᠲᠠᠢ ᠬᠠᠮᠳᠤᠷᠠᠨ ᠲᠤᠰᠬᠠᠢ ᠮᠡᠷᠭᠡᠵᠢᠯᠳᠠᠨ ᠤ ᠺᠤᠮᠢᠰ ᠪᠠᠶᠢᠭᠤᠯᠤᠨ ᠬᠢᠨᠠᠨ ᠲᠤᠭᠳᠠᠭᠠᠨ᠎ᠠ᠃ ᠠᠵᠦ ᠠᠬᠤᠶᠢᠯᠠᠯ ᠤᠨ ᠬᠡᠯᠪᠡᠷᠢ ᠶᠢᠨ ᠪᠠ ᠤᠷᠤᠨ ᠨᠤᠳᠤᠭ ᠤᠨ ᠬᠡᠯᠪᠡᠷᠢ ᠶᠢᠨ ᠦᠯᠢᠭᠡᠷ ᠬᠡᠪ ᠤᠨ ᠪᠠᠷᠢᠯᠭ᠎ᠠ ᠶᠢ ᠪᠤᠯ ᠤᠷᠤᠨ ᠨᠤᠳᠤᠭ ᠤᠨ ᠪᠦᠳᠤᠭᠡᠨ ᠪᠠᠶᠢᠭᠤᠯᠤᠯᠳᠠ ᠶᠢᠨ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠢᠶᠠᠷ ᠠᠩᠬᠠᠨ ᠤ ᠬᠢᠨᠠᠯᠳᠠ ᠬᠢᠯᠭᠡᠵᠦ ᠪᠠᠳᠤᠯᠠᠭᠤᠯᠤᠭᠰᠠᠨ ᠤ ᠰᠡᠭᠦᠯᠡᠷ ᠡᠴᠤᠰ ᠤᠨ ᠬᠢᠨᠠᠯᠳᠠ ᠳᠤ ᠤᠷᠤᠯᠴᠠᠭᠤᠯᠬᠤ ᠪᠠᠷ ᠲᠠᠨᠢᠯᠴᠠᠭᠤᠯᠤᠨ᠎ᠠ᠃    ︵ᠬᠤᠶᠠᠷ︶ ᠲᠤᠰᠬᠠᠢ ᠮᠡᠷᠭᠡᠵᠢᠯᠳᠡᠨ ᠤ ᠬᠢᠨᠠᠨ ᠲᠤᠭᠳᠠᠭᠠᠬᠤ ᠳᠤᠭᠤᠶᠢᠯᠠᠩ ᠤᠨ ᠪᠦᠷᠢᠯᠳᠤᠭᠦᠨ ᠢ ᠪᠦᠳᠤᠭᠡᠨ ᠪᠠᠶᠢᠭᠤᠯᠤᠯᠳᠠ ᠶᠢᠨ ᠶᠠᠮᠤᠨ ᠤ ᠤᠷᠤᠨ ᠰᠠᠭᠤᠴᠠ ᠶᠢᠨ ᠠᠵᠦ ᠦᠢᠯᠡᠰᠵᠢᠭᠦᠯᠦᠯᠳᠠ ᠶᠢᠨ ᠲᠤᠰᠬᠠᠢ ᠮᠡᠷᠭᠡᠵᠢᠯᠳᠡᠨ ᠤ ᠺᠤᠮᠢᠰ ᠤᠨ ᠬᠡᠰᠢᠭᠦᠳ ᠢᠶᠠᠷ ᠪᠦᠷᠢᠯᠳᠤᠭᠦᠯᠬᠦ ᠪᠦᠭᠡᠳ ᠪᠤᠰᠤᠳ ᠰᠠᠯᠠᠭ᠎ᠠ ᠮᠦᠴᠢᠷ ᠤᠨ ᠲᠤᠰᠬᠠᠢ ᠮᠡᠷᠭᠡᠵᠢᠯᠳᠡᠨ ᠪᠠ ᠮᠡᠷᠭᠡᠵᠢᠯ ᠤᠨ ᠢᠳᠡᠷ ᠵᠠᠯᠠᠭᠤ ᠭᠤᠤᠯᠯᠠᠭᠴᠢ ᠬᠦᠴᠤᠨ ᠢ ᠳᠠᠳᠠᠵᠦ ᠬᠢᠨᠠᠨ ᠲᠤᠭᠳᠠᠭᠠᠬᠤ ᠠᠵᠢᠯ ᠳᠤ ᠤᠷᠤᠯᠴᠠᠭᠤᠯᠤᠨ᠎ᠠ᠃     ︵ᠭᠤᠷᠪᠠ︶ ᠲᠦᠰᠤᠯ ᠤᠨ ᠬᠢᠨᠠᠨ ᠲᠤᠭᠳᠠᠭᠠᠯᠳᠠ ᠶᠢᠨ ᠭᠤᠤᠯᠴᠢ ᠴᠢᠨᠠᠷ ᠢ ᠪᠠᠳᠤᠯᠠᠬᠤ ᠶᠢᠨ ᠲᠤᠰᠠᠳᠠ᠂ ᠬᠢᠨᠠᠨ ᠲᠤᠭᠳᠠᠭᠠᠬᠤ ᠲᠤᠭᠤᠶᠢᠯᠠᠩ ᠤᠨ ᠪᠦᠷᠢᠯᠳᠤᠭᠦᠨ ᠳᠤ ᠰᠤᠯᠢᠬᠤ ᠪᠠ ᠵᠠᠶᠢᠯᠠᠭᠤᠯᠬᠤ ᠲᠦᠷᠢᠮ ᠢ ᠬᠡᠷᠡᠭᠯᠡᠨ᠎ᠡ᠃       ᠬᠤᠶᠠᠷ᠂ ᠬᠢᠨᠠᠨ ᠲᠤᠭᠳᠠᠭᠠᠬᠤ ᠠᠭᠤᠯᠭ᠎ᠠ ᠪᠤᠯᠤᠨ ᠬᠢᠨᠠᠨ ᠲᠤᠭᠳᠠᠭᠠᠬᠤ ᠦᠷ᠎ᠡ ᠳ᠋ᠦᠩ ᠬᠢᠨᠠᠨ ᠲᠤᠭᠳᠠᠭᠠᠬᠤ ᠠᠭᠤᠯᠭ᠎ᠠ ᠳᠤ ᠳᠦᠷᠪᠡᠨ ᠲᠦᠷᠦᠯ ᠬᠤᠪᠢᠶᠠᠷᠢᠯᠠᠯ ᠪᠠᠭᠳᠠᠨ᠎ᠠ᠄     ︵ᠨᠢᠭᠡ︶ ︽ᠤᠯᠤᠰ ᠤᠨ ᠠᠮᠤᠭᠤᠯᠠᠩᠳᠤ ᠤᠷᠤᠨ ᠰᠠᠭᠤᠴᠠ ᠶᠢᠨ ᠦᠯᠢᠭᠡᠷ ᠬᠡᠪ ᠤᠨ ᠪᠠᠷᠢᠯᠭ᠎ᠠ ᠶᠢᠨ ᠲᠦᠬᠦᠷ ᠮᠡᠷᠭᠡᠵᠢᠯ ᠤᠨ ᠬᠡᠮᠵᠢᠶᠡᠯᠡᠯᠳᠡ ᠶᠢ ᠦᠨᠡᠯᠡᠬᠦ ᠪᠠᠷᠢᠮᠵᠢᠶ᠎ᠠ︾᠎ ᠶᠢ ᠦᠨᠳᠤᠰᠤᠯᠡᠨ᠂ ᠦᠯᠢᠭᠡᠷ ᠬᠡᠪ ᠤᠨ ᠪᠠᠷᠢᠯᠭ᠎ᠠ ᠶᠢᠨ ︽ᠤᠷᠤᠨ ᠰᠠᠭᠤᠴᠠ ᠶᠢᠨ ᠠᠵᠦ ᠦᠢᠯᠡᠰ ᠤᠨ ᠮᠡᠷᠭᠡᠵᠢᠯ ᠤᠨ ᠪᠤᠯᠤᠮᠵᠢᠳᠤ ᠰᠤᠳᠤᠯᠤᠯ ᠤᠨ ᠮᠡᠳᠡᠭᠦᠯᠤᠯᠳᠡ︾᠎ ᠶᠢ ᠬᠢᠨᠠᠨ ᠲᠤᠭᠳᠠᠭᠠᠨ᠎ᠠ᠃ ᠬᠢᠨᠠᠨ ᠲᠤᠭᠳᠠᠭᠠᠭᠰᠠᠨ ᠦᠷ᠎ᠡ ᠳ᠋ᠦᠩ ᠢ ᠲᠡᠷᠢᠭᠦᠨ ᠤ ᠬᠢᠷᠢ ᠬᠡᠮᠵᠢᠶ᠎ᠡ᠂ ᠨᠡᠯᠢᠶᠡᠳ ᠲᠡᠷᠢᠬᠦᠨ ᠤ ᠬᠢᠷᠢ ᠬᠡᠮᠵᠢᠶ᠎ᠡ᠂ ᠶᠡᠷᠤ ᠶᠢᠨ ᠬᠢᠷᠢ ᠬᠡᠮᠵᠢᠶ᠎ᠡ ᠬᠡᠵᠦ ᠭᠤᠷᠪᠠᠨ ᠲᠡᠰ ᠬᠤᠪᠢᠶᠠᠨ᠎ᠠ᠃      ︵ᠬᠤᠶᠠᠷ︶ ︽ᠤᠯᠤᠰ ᠤᠨ ᠠᠮᠤᠭᠤᠯᠠᠩᠳᠤ ᠤᠷᠤᠨ ᠰᠠᠭᠤᠴᠠ ᠶᠢᠨ ᠦᠯᠢᠭᠡᠷ ᠬᠡᠪ ᠤᠨ ᠪᠠᠷᠢᠯᠭ᠎ᠠ ᠶᠢᠨ ᠲᠦᠯᠦᠪᠵᠢᠭᠦᠯᠬᠡ ᠶᠢᠨ ᠵᠢᠷᠤᠭ ᠲᠦᠯᠦᠪᠯᠡᠭᠡᠨ ᠤ ᠬᠢᠨᠠᠨ ᠲᠤᠭᠳᠠᠭᠠᠬᠤ ᠠᠭᠤᠯᠭ᠎ᠠ︾ ︵ᠳᠠᠭᠠᠯᠳᠤᠭᠤᠯᠤᠯ A︶᠎ ᠶᠢ ᠦᠨᠳᠤᠰᠤᠯᠡᠨ᠂ ᠦᠯᠢᠭᠡᠷ ᠬᠡᠪ ᠤᠨ ᠪᠠᠷᠢᠯᠭ᠎ᠠ ᠶᠢᠨ ᠲᠦᠯᠦᠪᠵᠢᠭᠦᠯᠬᠡ ᠶᠢᠨ ᠵᠢᠷᠤᠭ ᠲᠦᠯᠦᠪᠯᠡᠭᠡᠨ ᠤ ᠲᠦᠰᠤᠯ ᠢ ᠬᠢᠨᠠᠨ ᠲᠤᠭᠳᠠᠭᠠᠵᠦ᠂ ᠬᠢᠨᠠᠨ ᠲᠤᠭᠳᠠᠭᠠᠭᠰᠠᠨ ᠦᠷ᠎ᠡ ᠳ᠋ᠦᠩ ᠢ ᠰᠢᠯᠢᠳᠡᠭ᠂ ᠰᠠᠶᠢᠨ᠂ ᠬᠢᠷᠢ ᠳᠤ ᠳᠡᠩᠴᠡᠪᠠ᠂ ᠬᠢᠷᠢ ᠳᠤ ᠦᠯᠦ ᠳᠡᠩᠴᠡᠪᠡ ᠭᠡᠵᠦ ᠲᠦᠷᠪᠡᠨ ᠲᠡᠰ ᠬᠤᠪᠢᠶᠠᠨ᠎ᠠ᠃      ︵ᠭᠤᠷᠪᠠ︶ ︽ᠤᠯᠤᠰ ᠤᠨ ᠠᠮᠤᠭᠤᠯᠠᠩᠳᠤ ᠤᠷᠤᠨ ᠰᠠᠭᠤᠴᠠ ᠶᠢᠨ ᠦᠯᠢᠭᠡᠷ ᠬᠡᠪ ᠤᠨ ᠪᠠᠷᠢᠯᠭ᠎ᠠ ᠶᠢᠨ ᠤᠷᠤᠨ ᠰᠠᠭᠤᠴᠠ ᠶᠢᠨ ᠪᠠᠷᠢᠯᠭ᠎ᠠ ᠶᠢᠨ ᠵᠢᠷᠤᠭ ᠲᠦᠯᠦᠪᠯᠡᠭᠡ ᠶᠢ ᠬᠢᠨᠠᠨ ᠲᠤᠭᠳᠠᠭᠠᠬᠤ ᠠᠭᠤᠯᠭ᠎ᠠ︾ ︵ᠳᠠᠭᠠᠯᠳᠤᠭᠤᠯᠤᠯ B︶᠎ ᠶᠢ ᠦᠨᠳᠤᠰᠤᠯᠡᠨ᠂ ᠦᠯᠢᠭᠡᠷ ᠬᠡᠪ ᠤᠨ ᠪᠠᠷᠢᠯᠭ᠎ᠠ ᠶᠢᠨ ᠤᠷᠤᠨ ᠰᠠᠭᠤᠴᠠ ᠶᠢᠨ ᠪᠠᠷᠢᠯᠭ᠎ᠠ ᠶᠢᠨ ᠵᠢᠷᠤᠭ ᠲᠦᠯᠦᠪᠯᠡᠭᠡ ᠶᠢᠨ ᠲᠦᠰᠦᠯ ᠢ ᠬᠢᠨᠠᠨ ᠲᠤᠭᠳᠠᠭᠠᠨ᠎ᠠ᠃ ᠬᠢᠨᠠᠨ ᠲᠤᠭᠳᠠᠭᠠᠭᠰᠠᠨ ᠦᠷ᠎ᠡ ᠳ᠋ᠦᠩ ᠢ ᠰᠢᠯᠢᠳᠡᠭ᠂ ᠰᠠᠶᠢᠨ᠂ ᠬᠢᠷᠢ ᠳᠤ ᠳᠡᠩᠴᠡᠪᠠ᠂ ᠬᠢᠷᠢ ᠳᠤ ᠦᠯᠦ ᠳᠡᠩᠴᠡᠪᠡ ᠭᠡᠵᠦ ᠲᠦᠷᠪᠡᠨ ᠲᠡᠰ ᠬᠤᠪᠢᠶᠠᠨ᠎ᠠ᠃ ᠦᠯᠢᠭᠡᠷ ᠬᠡᠪ ᠤᠨ ᠪᠠᠷᠢᠯᠭ᠎ᠠ ᠶᠢᠨ ᠶᠡᠷᠦᠩᠬᠡᠶᠢᠯᠡᠨ ᠬᠢᠨᠠᠨ ᠲᠤᠭᠳᠠᠭᠠᠬᠤ ᠳ᠋ᠦᠩ ᠢ ᠲᠦᠯᠦᠪᠵᠢᠭᠦᠯᠬᠡ ᠶᠢᠨ ᠵᠢᠷᠤᠭ ᠲᠦᠯᠦᠪᠯᠡᠭᠡ ᠪᠤᠯᠤᠨ ᠤᠷᠤᠨ ᠰᠠᠭᠤᠴᠠ ᠶᠢᠨ ᠪᠠᠷᠢᠯᠭ᠎ᠠ ᠶᠢᠨ ᠵᠢᠷᠤᠭ ᠲᠦᠯᠦᠪᠯᠡᠭᠡᠨ ᠤ ᠬᠤᠶᠠᠷ ᠲᠦᠷᠦᠯ ᠤᠨ ᠬᠢᠨᠠᠨ ᠲᠤᠭᠳᠠᠭᠠᠭᠰᠠᠨ ᠬᠤᠪᠢ ᠶᠢᠨ ᠨᠡᠶᠢᠯᠡᠪᠤᠷᠢ ᠪᠠᠷ ᠲᠤᠭᠳᠠᠭᠠᠨ᠎ᠠ ︵ᠡᠭᠦᠨ ᠳᠤ᠄ ᠲᠦᠯᠦᠪᠵᠢᠭᠦᠯᠬᠡ ᠶᠢᠨ ᠵᠢᠷᠤᠭ ᠲᠦᠯᠦᠪᠯᠡᠭᠡᠨ ᠤ ᠳᠡᠩᠨᠡᠭᠦᠯ ᠬᠡᠮᠵᠢᠭᠳᠡᠯ ᠨᠢ 0.55᠂ ᠤᠷᠤᠨ ᠰᠠᠭᠤᠴᠠ ᠶᠢᠨ ᠪᠠᠷᠢᠯᠭ᠎ᠠ ᠶᠢᠨ ᠵᠢᠷᠤᠭ ᠲᠦᠯᠦᠪᠯᠡᠭᠡᠨ ᠤ ᠳᠡᠩᠨᠡᠭᠦᠯ ᠬᠡᠮᠵᠢᠭᠳᠡᠯ ᠨᠢ 0.45 ᠪᠤᠯᠤᠨ᠎ᠠ︶᠃ ᠶᠡᠷᠦᠩᠬᠡᠢ ᠬᠢᠨᠠᠨ ᠲᠤᠭᠳᠠᠭᠠᠭᠰᠠᠨ ᠦᠷ᠎ᠡ ᠳ᠋ᠦᠩ ᠢ ᠰᠢᠯᠢᠳᠡᠭ᠂ ᠰᠠᠶᠢᠨ᠂ ᠬᠢᠷᠢ ᠳᠤ ᠲᠡᠩᠴᠡᠪᠡ᠂ ᠬᠢᠷᠢ ᠳᠤ ᠦᠯᠦ ᠲᠡᠩᠴᠡᠪᠡ ᠬᠡᠵᠦ ᠲᠦᠷᠪᠡᠨ ᠲᠡᠰ ᠬᠤᠪᠢᠶᠠᠨ᠎ᠠ᠃ ︵ᠲᠦᠷᠪᠡ︶ ︽ᠲᠠᠸᠠᠷ ᠤᠨ ᠤᠷᠤᠨ ᠰᠠᠭᠤᠴᠠ ᠶᠢᠨ ᠴᠢᠳᠠᠪᠬᠢ ᠶᠢᠨ ᠬᠢᠨᠠᠨ ᠲᠤᠭᠳᠠᠭᠠᠬᠤ ᠠᠷᠭ᠎ᠠ ᠪᠤᠯᠤᠨ ᠭᠦᠢᠴᠡᠳᠭᠡᠬᠦ ᠲᠤᠭ᠎ᠠ ᠶᠢᠨ ᠰᠢᠰᠲ᠋ᠧᠮ︾᠎ ᠢ ᠦᠨᠳᠤᠰᠤᠯᠡᠨ᠂ ᠦᠯᠢᠭᠡᠷ ᠬᠡᠪ ᠤᠨ ᠤᠷᠤᠨ ᠰᠠᠭᠤᠴᠠ ᠶᠢᠨ ᠴᠢᠳᠡᠪᠬᠢ ᠶᠢ ᠤᠷᠢᠳᠴᠢᠯᠠᠨ ᠬᠢᠨᠠᠵᠦ᠂ ᠤᠷᠢᠳᠴᠢᠯᠠᠨ ᠬᠢᠨᠠᠭᠰᠠᠨ ᠦᠷ᠎ᠡ ᠳ᠋ᠦᠩ ᠢ ᠬᠢᠷᠢ ᠳᠤ ᠳᠡᠩᠴᠡᠪᠠ᠂ ᠬᠢᠷᠢ ᠳᠤ ᠦᠯᠦ ᠳᠡᠩᠴᠡᠪᠡ ᠭᠡᠵᠦ ᠬᠤᠶᠠᠷ ᠲᠡᠰ ᠬᠤᠪᠢᠶᠠᠨ᠎ᠠ᠃      ᠭᠤᠷᠪᠠ᠂ ᠬᠤᠪᠢ ᠲᠤᠭᠳᠠᠭᠠᠬᠤ ᠠᠷᠭ᠎ᠠ     ︵ᠨᠢᠬᠡ︶ ᠲᠤᠰᠬᠠᠢ ᠮᠡᠷᠭᠡᠵᠢᠯᠳᠡᠨ ᠤ ᠬᠢᠨᠠᠨ ᠳᠤᠭᠳᠠᠭᠠᠬᠤ ᠳᠤᠭᠤᠶᠢᠯᠠᠩ ᠭᠤᠶᠤᠴᠢᠯᠠᠯ ᠤᠨ ᠮᠠᠲ᠋ᠧᠷᠢᠶᠠᠯ ᠢ ᠬᠢᠨᠠᠨ ᠦᠵᠡᠬᠦ ᠪᠠ ᠲᠦᠰᠤᠯ ᠤᠨ ᠲᠠᠨᠢᠯᠴᠠᠭᠤᠯᠭ᠎ᠠ ᠶᠢ ᠰᠤᠨᠤᠰᠤᠭᠰᠠᠨ ᠰᠠᠭᠤᠷᠢᠨ ᠳᠡᠭᠡᠷ᠎ᠡ ᠠᠳᠠᠯᠢᠳᠬᠠᠯ ᠬᠢᠬᠦ ᠶᠢᠨ ᠳᠠᠭᠠᠤ ᠬᠢᠨᠠᠨ ᠲᠤᠭᠳᠠᠭᠠᠬᠤ ᠠᠭᠤᠯᠭ᠎ᠠ ᠦᠨᠡᠯᠡᠬᠦ ᠭᠦᠢᠴᠡᠳᠭᠡᠯ ᠲᠤᠭ᠎ᠠ ᠶᠢ ᠦᠨᠳᠤᠰᠤᠯᠡᠨ ᠬᠤᠪᠢ ᠦᠭᠬᠦᠨ᠎ᠠ᠃      ︵ᠬᠤᠶᠠᠷ︶ ᠲᠤᠰᠬᠠᠢ ᠮᠡᠷᠭᠡᠵᠢᠯᠳᠡᠨ ᠬᠤᠪᠢ ᠲᠤᠭᠳᠠᠭᠠᠬᠤ ᠬᠦᠰᠤᠨᠦᠭᠳᠤ ᠶᠢ ᠲᠠᠭᠯᠠᠭᠰᠠᠨ ᠤ ᠰᠡᠭᠦᠯᠡᠷ᠂ ᠠᠵᠢᠯᠳᠠᠳ ᠬᠤᠷᠢᠶᠠᠩᠭᠤᠶᠢᠯᠠᠨ ᠲᠡᠰ ᠢ ᠲᠤᠭᠳᠠᠭᠠᠨ᠎ᠠ᠃    ᠲᠦᠷᠪᠡ᠂ ᠬᠢᠨᠠᠨ ᠲᠤᠭᠳᠠᠭᠠᠬᠤ ᠺᠤᠮᠢᠰ ᠲᠤ ᠲᠤᠰᠢᠶᠠᠬᠤ ᠮᠡᠲ᠋ᠧᠷᠢᠶᠠᠯ ᠤᠨ ᠲᠤᠪᠬᠢᠮᠠᠯ ᠵᠢᠴᠢ ᠱᠠᠭᠠᠷᠳᠠᠯᠭ᠎ᠠ      ︵ᠨᠢᠬᠡ︶ ᠮᠡᠷᠭᠡᠵᠢᠯ ᠤᠨ ᠪᠤᠯᠤᠮᠵᠢᠳᠤ ᠰᠤᠳᠤᠯᠤᠯ ᠤᠨ ᠮᠡᠳᠡᠭᠦᠯᠦᠯᠳᠠ ᠪᠦᠳᠤᠭᠡᠨ ᠪᠠᠶᠢᠭᠤᠯᠤᠯᠳᠠ ᠶᠢᠨ ᠶᠠᠮᠤᠨ ᠤ ᠪᠠᠶᠢᠭᠤᠯᠤᠯᠳᠠ ᠤᠷᠤᠨ ᠰᠠᠭᠤᠴᠠ ︹1999︺ 98 ᠳ᠋ᠤᠭᠠᠷ ᠲᠤᠭᠠᠳᠤ ︽︿ᠤᠯᠤᠰ ᠤᠨ ᠠᠮᠤᠭᠤᠯᠠᠩᠳᠤ ᠦᠯᠢᠭᠡᠷ ᠬᠡᠪ ᠤᠨ ᠪᠠᠷᠢᠯᠭ᠎ᠠ ᠶᠢᠨ ᠬᠡᠷᠡᠭᠵᠢᠭᠦᠯᠬᠦ ᠬᠦᠳᠤᠯᠪᠤᠷᠢ﹀᠎ ᠶᠢ ᠲᠠᠷᠤᠮᠠᠯᠯᠠᠨ ᠲᠠᠷᠬᠠᠭᠠᠬᠤ ᠲᠤᠬᠠᠢ ᠮᠡᠳᠡᠭᠳᠡᠯ︾᠎ ᠳᠠᠬᠢ ᠳᠠᠭᠠᠯᠳᠤᠭᠤᠯᠤᠯ ᠬᠤᠶᠠᠷ ︽ᠤᠷᠤᠨ ᠰᠠᠭᠤᠴᠠ ᠶᠢᠨ ᠠᠵᠦ ᠦᠢᠯᠡᠰ ᠤᠨ ᠮᠡᠷᠭᠡᠵᠢᠯ ᠤᠨ ᠪᠤᠯᠤᠮᠵᠢᠳᠤ ᠰᠤᠳᠤᠯᠤᠯ ᠤᠨ ᠮᠡᠳᠡᠭᠦᠯᠦᠯᠳᠠ︾᠎ ᠶᠢᠨ ᠵᠠᠭᠪᠤᠷ ᠪᠤᠯᠤᠨ ᠠᠭᠤᠯᠭ᠎ᠠ ᠪᠠᠷ ᠮᠡᠳᠡᠭᠦᠯᠦᠯᠳᠡ ᠪᠠᠨ ᠪᠢᠴᠢᠵᠦ᠂ 15 ᠬᠤᠪᠢ ᠳᠡᠪᠳᠡᠷᠯᠡᠨ᠎ᠡ᠃ ᠬᠢᠨᠠᠨ ᠲᠤᠭᠳᠠᠭᠠᠬᠤ ᠬᠤᠷᠠᠯ ᠳᠡᠭᠡᠷ᠎ᠡ᠂ ᠪᠤᠯᠤᠮᠵᠢᠳᠤ ᠰᠤᠳᠤᠯᠤᠯ ᠤᠨ ᠮᠡᠳᠡᠭᠦᠯᠦᠯᠳᠠ ᠪᠠᠨ ᠳ᠋ᠢᠬᠢᠲ ᠲᠤᠰᠬᠠᠯᠳᠠ ᠮᠠᠰᠢᠨ ᠢᠶᠠᠷ ᠲᠠᠨᠢᠯᠴᠠᠭᠤᠯᠬᠤ ᠳᠤ ᠬᠦᠷᠪᠡᠯ᠂ ᠮᠡᠳᠡᠭᠦᠯᠦᠯᠳᠠ ᠶᠢᠨ ᠲᠤᠪᠬᠢᠮᠠᠯ ᠤᠨ ᠲᠤᠪᠴᠢ ᠶᠢ OFFJCE97᠎ ᠤᠨ ᠳᠤᠤᠷ᠎ᠠ POWERPOJNT᠎ ᠪᠠᠷ ᠳ᠋ᠢᠰᠺᠡ ᠬᠢᠵᠦ ᠪᠡᠯᠡᠳᠭᠡᠨ᠎ᠡ᠃      ︵ᠬᠤᠶᠡᠷ︶ ᠪᠠᠷᠢᠯᠭ᠎ᠠ ᠶᠢᠨ ᠵᠢᠷᠤᠭ ᠲᠦᠯᠦᠪᠯᠡᠭᠡ ᠶᠢ ᠲᠦᠯᠦᠪᠵᠢᠭᠦᠯᠦᠭᠰᠡᠨ ᠲᠦᠰᠤᠯ ᠤᠨ ᠪᠢᠴᠢᠭ ᠮᠠᠲ᠋ᠧᠷᠢᠶᠠᠯ ᠤᠨ ᠠᠭᠤᠯᠭ᠎ᠠ ᠬᠢᠭᠡᠳ ᠱᠠᠭᠠᠷᠳᠠᠯᠭ᠎ᠠ      1᠂ ︽ᠤᠯᠤᠰ ᠤᠨ ᠠᠮᠤᠭᠤᠯᠠᠩᠳᠤ ᠦᠯᠢᠭᠡᠷ ᠬᠡᠪ ᠤᠨ ᠪᠠᠷᠢᠯᠭ᠎ᠠ ᠶᠢᠨ ᠬᠡᠷᠡᠭᠵᠢᠭᠦᠯᠬᠦ ᠬᠦᠳᠤᠯᠪᠤᠷᠢ︾᠎ ᠤᠨ ᠵᠢᠯᠤᠭᠤᠳᠬᠤ ᠵᠠᠷᠴᠢᠮ ᠢ ᠦᠨᠳᠤᠰᠤᠯᠡᠵᠦ᠂ ︽ᠤᠯᠤᠰ ᠤᠨ ᠠᠮᠤᠭᠤᠯᠠᠩᠳᠤ ᠦᠯᠢᠭᠡᠷ ᠬᠡᠪ ᠤᠨ ᠪᠠᠷᠢᠯᠭ᠎ᠠ ᠶᠢᠨ ᠪᠦᠳᠤᠭᠡᠨ ᠪᠠᠶᠢᠭᠤᠯᠤᠯᠳᠠ ᠶᠢᠨ ᠮᠡᠷᠭᠡᠵᠢᠯ ᠤᠨ ᠭᠤᠤᠯ ᠠᠭᠤᠯᠭ᠎ᠠ︾᠎ ᠳᠠᠬᠢ ᠵᠢᠷᠤᠭ ᠲᠦᠯᠦᠪᠯᠡᠭᠡ ᠶᠢ ᠲᠦᠯᠦᠪᠵᠢᠭᠦᠯᠬᠦ ᠱᠠᠭᠠᠷᠳᠠᠯᠭ᠎ᠠ ᠪᠠᠷ ᠲᠦᠰᠤᠯ ᠢ ᠵᠢᠷᠤᠵᠦ ᠲᠦᠯᠦᠪᠯᠡᠭᠰᠡᠨ ᠰᠡᠳᠬᠢᠴᠡ ᠪᠠᠨ ᠲᠤᠳᠤᠷᠬᠠᠶᠢᠯᠠᠬᠤ ᠶᠢᠨ ᠳᠠᠭᠠᠤ ᠪᠠᠷᠢᠯᠭ᠎ᠠ ᠶᠢᠨ ᠵᠢᠷᠤᠭ ᠲᠦᠯᠦᠪᠯᠡᠭᠡ ᠶᠢ ᠲᠦᠯᠦᠪᠵᠢᠭᠦᠯᠦᠭᠰᠡᠨ ᠤᠨᠴᠠᠯᠢᠭ ᠢ ᠭᠦᠢᠴᠡᠳ ᠦᠭᠦᠯᠡᠨ᠎ᠡ᠃    2᠂ ᠮᠡᠷᠭᠡᠵᠢᠯ ᠤᠨ ᠠᠵᠦ ᠠᠬᠤᠢ ᠶᠢᠨ ᠬᠦᠢᠴᠡᠳᠭᠡᠬᠦ ᠲᠤᠭ᠎ᠠ ᠪᠠ ᠵᠠᠳᠠᠯᠤᠯᠳᠠ᠄ GB50180-98 ︽ᠬᠤᠳᠠ ᠶᠢᠨ ᠰᠠᠭᠤᠬᠤ ᠤᠷᠤᠨ ᠲᠤᠭᠤᠷᠢᠭ ᠤᠨ ᠲᠦᠯᠦᠪᠵᠢᠭᠦᠯᠬᠡ ᠶᠢᠨ ᠵᠢᠷᠤᠭ ᠲᠦᠯᠦᠪᠯᠡᠭᠡᠨ ᠤ ᠵᠢᠷᠤᠮᠵᠢᠯ︾᠎ ᠳᠤ ᠲᠤᠭᠳᠠᠭᠠᠭᠰᠠᠨ ᠴᠢᠬᠤᠯᠠ ᠭᠦᠢᠴᠡᠳᠭᠡᠯ ᠲᠤᠭ᠎ᠠ ᠪᠠᠷ ᠪᠤᠳᠤᠵᠦ ᠵᠠᠳᠠᠯᠤᠯᠳᠠ ᠬᠢᠨ᠎ᠡ᠃      3᠂ ᠪᠠᠷᠢᠯᠭ᠎ᠠ ᠶᠢᠨ ᠵᠢᠷᠤᠭ ᠲᠦᠯᠦᠪᠯᠡᠭᠡ ᠶᠢ ᠲᠦᠯᠦᠪᠵᠢᠭᠦᠯᠦᠭᠰᠡᠨ ᠵᠢᠷᠤᠭ ᠤᠨ ᠮᠠᠲ᠋ᠧᠷᠢᠶᠠᠯ     ⑴᠂ ᠵᠢᠵᠢᠭ ᠲᠤᠭᠤᠷᠢᠭ ᠤᠨ ᠠᠬᠤᠢ ᠵᠢᠷᠤᠭ᠄ ᠬᠤᠳᠠ ᠳᠤ ᠵᠢᠵᠢᠭ ᠲᠤᠭᠤᠷᠢᠭ ᠤᠨ ᠪᠠᠶᠢᠷᠢᠯᠠᠵᠦ ᠪᠠᠶᠢᠬᠤ ᠤᠷᠤᠨ ᠪᠠᠶᠢᠷᠢ ᠵᠢᠴᠢ ᠬᠠᠷᠢᠴᠠᠭᠠᠨ ᠤ ᠵᠢᠷᠤᠭ︔ ᠵᠢᠵᠢᠭ ᠲᠤᠭᠤᠷᠢᠭ ᠤᠨ ᠬᠡᠷᠡᠭᠯᠡᠵᠦ ᠪᠠᠶᠢᠭ᠎ᠠ ᠭᠠᠵᠠᠷ ᠤᠨ ᠬᠦᠷᠢᠶ᠎ᠡ ᠬᠡᠪᠴᠢᠶᠡᠨ ᠤ ᠠᠬᠤᠢ ᠵᠢᠷᠤᠭ ︵ᠪᠠᠷᠢᠯᠭ᠎ᠠ᠂ ᠪᠠᠷᠢᠭᠰᠠᠨ ᠡᠳ᠋᠂ ᠵᠠᠮ ᠱᠤᠭᠤᠮ ᠵᠢᠴᠢ ᠤᠶᠢᠷ᠎ᠠ ᠬᠠᠪᠢ ᠶᠢᠨ ᠬᠠᠷᠢᠴᠠᠭ᠎ᠠ ᠶᠢ ᠲᠤᠳᠤᠷᠬᠠᠶᠢᠯᠠᠨ ᠳᠡᠮᠳᠡᠭᠯᠡᠨ᠎ᠡ᠃ ᠵᠢᠷᠤᠭ ᠤᠨ ᠬᠠᠷᠢᠴᠠᠯ ᠨᠢ 1᠄ 2000᠂ ᠬᠡᠪᠴᠢᠶ᠎ᠡ ᠨᠢ ᠪᠠᠭ᠎ᠠ ᠪᠤᠯ 1᠄ 500 ᠪᠠᠶᠢᠵᠦ ᠪᠤᠯᠤᠨ᠎ᠠ︶᠃     ⑵᠂ ᠵᠢᠵᠢᠭ ᠲᠤᠭᠤᠷᠢᠭ ᠤᠨ ᠲᠦᠯᠦᠪᠵᠢᠭᠦᠯᠬᠡ ᠶᠢᠨ ᠶᠡᠷᠦᠩᠬᠡᠢ ᠬᠠᠪᠳᠠᠭᠠᠢ ᠵᠢᠷᠤᠭ ︵ᠵᠢᠷᠤᠭ ᠤᠨ ᠬᠠᠷᠢᠴᠠᠯ ᠨᠢ 1᠄ 1000︶᠃     ⑶᠂ ᠵᠢᠵᠢᠭ ᠲᠤᠭᠤᠷᠢᠭ ᠤᠨ ᠭᠠᠵᠠᠷ ᠬᠡᠷᠡᠭᠯᠡᠯᠳᠡ ᠶᠢᠨ ᠴᠢᠳᠠᠮᠵᠢ ᠶᠢᠨ ᠵᠠᠳᠠᠯᠤᠯᠳᠠ ᠵᠢᠷᠤᠭ ︵ᠵᠢᠷᠤᠭ ᠤᠨ ᠬᠠᠷᠢᠴᠠᠯ ᠨᠢ ᠶᠡᠷᠦᠩᠬᠡᠢ ᠬᠠᠪᠳᠠᠭᠠᠢ ᠵᠢᠷᠤᠭ ᠲᠠᠢ ᠠᠳᠠᠯᠢ︶᠃      ⑷᠂ ᠤᠷᠤᠨ ᠰᠠᠭᠤᠴᠠ ᠵᠢᠴᠢ ᠭᠤᠤᠯ ᠪᠠᠷᠢᠯᠭ᠎ᠠ ᠶᠢᠨ ᠳᠠᠩ ᠴᠤᠭᠴᠠ ᠶᠢᠨ ᠵᠢᠷᠤᠭ ᠲᠦᠯᠦᠪᠯᠡᠭᠡᠨ ᠤ ᠲᠦᠰᠤᠯ ᠤᠨ ᠵᠢᠷᠤᠭ᠄ ᠪᠤᠰᠤᠭ᠎ᠠ᠂ ᠬᠠᠪᠳᠠᠭᠠᠢ ᠤᠭᠳᠤᠯᠤᠭᠠᠰᠤ ᠵᠢᠷᠤᠭ᠂ ᠳᠠᠪᠬᠤᠷ ᠬᠡᠯᠪᠡᠷᠢ ᠶᠢᠨ ᠬᠠᠪᠳᠠᠭᠠᠢ ᠵᠢᠷᠤᠭ ︵ᠳᠠᠪᠬᠤᠷ ᠪᠠᠷᠢᠯᠭ᠎ᠠ ᠶᠢᠨ ᠲᠠᠯᠠᠪᠠᠢ᠂ ᠳᠠᠪᠬᠤᠷ ᠬᠡᠷᠡᠭᠯᠡᠭᠰᠡᠨ ᠲᠠᠯᠠᠪᠠᠢ᠂ ᠬᠡᠷᠡᠭᠯᠡᠯᠳᠡ ᠶᠢᠨ ᠲᠠᠯᠠᠪᠠᠢ ᠶᠢᠨ ᠢᠯᠡᠳᠭᠡᠮᠵᠢ ᠲᠤᠭ᠎ᠠ ᠵᠡᠷᠭᠡ ᠭᠦᠢᠴᠡᠳᠭᠡᠯ ᠲᠤᠭ᠎ᠠ᠂ ᠡᠯ᠎ᠡ ᠴᠢᠳᠠᠮᠵᠢ ᠶᠢᠨ ᠤᠷᠤᠨ ᠵᠠᠢ ᠶᠢᠨ ᠨᠡᠷᠡᠶᠢᠳᠤᠯ ᠵᠢᠴᠢ ᠬᠡᠷᠡᠭᠯᠡᠯᠳᠡ ᠶᠢᠨ ᠲᠠᠯᠠᠪᠠᠢ︶᠃     ⑸᠂ ᠵᠢᠵᠢᠭ ᠲᠤᠭᠤᠷᠢᠭ ᠤᠨ ᠲᠦᠯᠦᠪᠵᠢᠭᠦᠯᠬᠡ ᠶᠢᠨ ᠵᠠᠭᠪᠤᠷ ︵ᠬᠠᠷᠢᠴᠠᠯ ᠨᠢ 1:500︖ 1:800︶ ᠵᠢᠴᠢ ᠪᠤᠳᠤᠭ ᠲᠠᠢ ᠦᠷ᠎ᠡ ᠳ᠋ᠦᠩ ᠤᠨ ᠵᠢᠷᠤᠭ ︵ᠬᠤᠶᠠᠭᠤᠯᠠ ᠶᠢ ᠰᠤᠩᠭᠤᠨ ᠬᠡᠷᠡᠭᠯᠡᠵᠦ ᠪᠤᠯᠤᠨ᠎ᠠ︶᠃ ᠳᠡᠭᠡᠷᠡᠬᠢ ᠪᠤᠯ ᠪᠡᠯᠡᠳᠭᠡᠬᠦ ᠴᠢᠬᠤᠯᠠ ᠲᠠᠢ ᠵᠢᠷᠤᠭ ᠪᠠ ᠪᠢᠴᠢᠭ ᠮᠠᠲ᠋ᠧᠷᠢᠶᠠᠯ ᠪᠤᠯᠤᠨ᠎ᠠ᠃ ᠲᠦᠯᠦᠪᠵᠢᠭᠦᠯᠦᠨ ᠵᠢᠷᠤᠭᠯᠠᠭᠴᠢᠳ ᠤᠨ ᠪᠦᠳᠤᠭᠡᠯᠴᠢ ᠰᠠᠨᠠᠭ᠎ᠠ ᠶᠢ ᠭᠦᠢᠴᠡᠳ ᠲᠤᠰᠬᠠᠬᠤ ᠶᠢᠨ ᠲᠤᠰᠠᠳᠠ ᠡᠨᠡᠬᠦ ᠰᠠᠭᠤᠷᠢᠨ ᠳᠡᠭᠡᠷ᠎ᠡ ᠪᠤᠰᠤᠳ ᠢᠯᠡᠳᠬᠡᠬᠦ ᠠᠷᠭ᠎ᠠ ᠪᠤᠶᠤ ᠵᠢᠷᠤᠭ᠂ ᠭᠡᠷᠡᠯ ᠵᠢᠷᠤᠭ ᠨᠡᠮᠡᠵᠦ ᠪᠤᠯᠤᠨ᠎ᠠ᠃      4᠂ ᠵᠢᠷᠤᠭ ᠪᠤᠯᠤᠨ ᠲᠤᠪᠬᠢᠮᠠᠯ ᠤᠨ ᠱᠠᠭᠠᠷᠳᠠᠯᠭ᠎ᠠ᠄     ⑴ ᠵᠢᠷᠤᠭ ᠢ ᠴᠦᠮ A3 ᠬᠡᠷᠴᠢᠮ ᠤᠨ ᠴᠠᠭᠠᠰᠤ ᠪᠠᠷ ᠪᠠᠭᠠᠰᠬᠠᠨ ᠳᠠᠷᠤᠮᠠᠯᠯᠠᠨ᠎ᠠ᠃ ᠪᠠᠭᠠᠰᠬᠠᠵᠦ ᠪᠤᠯᠬᠤ ᠦᠬᠡᠢ ᠵᠢᠷᠤᠭ ᠢ A3 ᠬᠡᠷᠴᠢᠮ ᠢᠶᠠᠷ ᠨᠤᠭᠤᠯᠵᠦ ᠳᠡᠪᠲᠡᠷᠯᠡᠨ᠂ 15 ᠬᠤᠪᠢ ᠪᠡᠯᠡᠳᠭᠡᠨ᠎ᠡ᠃      ⑵ ᠬᠠᠷᠢᠴᠠᠯ ᠤᠨ ᠲᠤᠬᠤᠢ ᠶᠢ ᠢᠯᠡᠳᠭᠡᠬᠦ ᠠᠷᠭ᠎ᠠ ᠳᠤ ᠴᠦᠮ ᠳᠤᠬᠤᠢ ᠶᠢᠨ ᠪᠠᠷᠢᠮᠵᠢᠶ᠎ᠠ ᠶᠢᠨ ᠬᠡᠯᠪᠡᠷᠢ ᠶᠢ ᠬᠡᠷᠡᠭᠯᠡᠨ᠎ᠡ᠃     5᠂ ᠬᠢᠨᠠᠨ ᠲᠤᠭᠳᠠᠭᠠᠬᠤ ᠬᠤᠷᠠᠯ ᠳᠡᠭᠡᠷ᠎ᠡ᠂ ᠳ᠋ᠢᠬᠢᠲ ᠲᠤᠰᠬᠠᠯᠳᠠ ᠮᠠᠰᠢᠨ ᠢᠶᠠᠷ ᠲᠦᠰᠦᠯ ᠢᠶᠠᠨ ᠲᠠᠨᠢᠯᠴᠠᠭᠤᠯᠬᠤ ᠳᠤ ᠬᠦᠷᠪᠡᠯ᠂ ᠮᠠᠲ᠋ᠧᠷᠢᠶᠠᠯ ᠢᠶᠠᠨ AUTOCAD᠎ ᠤᠨ ᠳ᠋ᠢᠰᠺᠡ ᠬᠢᠵᠦ ᠪᠡᠯᠡᠳᠭᠡᠨ᠎ᠡ᠃     ᠳᠠᠭᠠᠯᠳᠤᠭᠤᠯᠤᠯ ᠬᠦᠰᠤᠨᠦᠭᠳᠤ A
     ᠳᠠᠭᠠᠯᠳᠤᠭᠤᠯᠤᠯ ᠬᠦᠰᠤᠨᠦᠭᠳᠤ B
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1