ᠡᠷᠦᠭᠡ ᠠᠮᠠ ᠨᠡᠭᠦᠯᠭᠡᠨ ᠤᠷᠤᠭᠤᠯᠬᠤ ᠵᠦᠪᠰᠢᠶᠡᠷᠡᠯ
ᠨᠡᠶᠢᠲᠡᠯᠡᠭᠰᠡᠨ ᠴᠠᠭ᠄
2017/11/15
     ︽ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠡᠷᠦᠭᠡ ᠠᠮᠠ ᠲᠠᠩᠰᠠᠯᠠᠬᠤ ᠲᠦᠷᠢᠮ︾ ᠎ ᠤᠨ ᠠᠷᠪᠠᠨ ᠭᠤᠷᠪᠠᠳᠤᠭᠠᠷ ᠵᠦᠢᠯ᠄ ᠠᠷᠠᠳ ᠢᠷᠭᠡᠳ ᠨᠡᠭᠦᠨ ᠰᠢᠯᠵᠢᠪᠡᠯ᠂ ᠨᠡᠬᠦᠵᠤ ᠤᠴᠢᠭᠰᠠᠨ ᠭᠠᠵᠠᠷ ᠲᠤ ᠬᠦᠷᠦᠭᠰᠡᠨ ᠦᠶ᠎ᠡ ᠠᠴᠠ ᠡᠬᠢᠯᠡᠨ᠂ ᠬᠤᠳᠠ ᠳᠤ ᠪᠤᠯ ᠭᠤᠷᠪᠠᠨ ᠡᠳᠦᠷ ᠤᠨ ᠲᠤᠳᠤᠷ᠎ᠠ᠂ ᠬᠦᠳᠡᠭᠡ ᠲᠤᠰᠬᠤᠨ ᠳᠤ ᠪᠤᠯ ᠠᠷᠪᠠᠨ ᠡᠳᠦᠷ ᠤᠨ ᠲᠤᠳᠤᠷ᠎ᠠ᠂ ᠲᠤᠰ ᠬᠦᠮᠦᠨ ᠨᠢ ᠪᠤᠶᠤ ᠡᠷᠦᠭᠡ ᠶᠢᠨ ᠡᠵᠡᠨ ᠨᠢ ᠨᠡᠬᠦᠨ ᠰᠢᠯᠵᠢᠬᠦ ᠬᠡᠷᠡᠴᠢ ᠪᠢᠴᠢᠭ ᠢᠶᠠᠨ ᠠᠪᠴᠤ ᠡᠷᠦᠭᠡ ᠠᠮᠠ ᠲᠠᠩᠰᠠᠯᠠᠬᠤ ᠪᠠᠶᠢᠭᠤᠯᠭ᠎ᠠ ᠳᠤ ᠤᠴᠢᠵᠦ ᠨᠡᠭᠦᠯᠭᠡᠨ ᠤᠷᠤᠭᠤᠯᠬᠤ ᠲᠠᠩᠰᠠᠯᠠᠯ ᠬᠢᠯᠭᠡᠬᠦ ᠪᠠᠷ ᠭᠤᠶᠤᠴᠢᠯᠠᠵᠤ᠂ ᠨᠡᠬᠦᠨ ᠰᠢᠯᠵᠢᠬᠦ ᠬᠡᠷᠡᠴᠢ ᠪᠢᠴᠢᠭ ᠢᠶᠠᠨ ᠲᠤᠰᠢᠶᠠᠨ ᠬᠦᠴᠦᠨ ᠦᠭᠡᠢ ᠪᠤᠯᠭᠠᠬᠤ ᠬᠡᠷᠡᠭᠳᠡᠢ᠃      ᠨᠡᠬᠦᠨ ᠰᠢᠯᠵᠢᠬᠦ ᠭᠡᠷᠡᠴᠢ ᠪᠢᠴᠢᠭ ᠦᠭᠡᠢ ᠠᠷᠠᠳ ᠢᠷᠭᠡᠳ ᠪᠤᠯ᠂ ᠳᠤᠤᠷᠠᠬᠢ ᠮᠡᠳᠤ ᠬᠡᠷᠡᠴᠢ ᠪᠢᠴᠢᠭ ᠢᠶᠠᠷ ᠨᠡᠬᠦᠨ ᠤᠴᠢᠬᠤ ᠭᠠᠵᠠᠷ ᠤᠨ ᠡᠷᠦᠭᠡ ᠠᠮᠠ ᠲᠠᠩᠰᠠᠯᠬᠠᠤ ᠪᠠᠶᠢᠭᠤᠯᠭ᠎ᠠ ᠳᠤ ᠤᠴᠢᠵᠤ ᠨᠡᠭᠦᠯᠭᠡᠨ ᠤᠷᠤᠭᠤᠯᠬᠤ ᠲᠠᠩᠰᠠᠯᠠᠯ ᠬᠢᠯᠭᠡᠬᠦ ᠪᠠᠷ ᠭᠤᠶᠤᠴᠢᠯᠠᠨ ᠮᠡᠳᠡᠬᠦᠯᠬᠦ ᠬᠡᠷᠡᠭᠳᠡᠢ᠄      ᠴᠡᠷᠢᠭ ᠠᠴᠠ ᠬᠠᠯᠠᠭᠳᠠᠭᠰᠠᠳ᠂ ᠴᠡᠷᠢᠭ ᠠᠴᠠ ᠰᠢᠯᠵᠢᠭᠰᠡᠳ ᠪᠠ ᠴᠡᠷᠢᠭ ᠠᠴᠠ ᠪᠠᠭᠤᠭᠰᠠᠳ ᠪᠤᠯ᠂ ᠰᠢᠶᠠᠨ᠂ ᠬᠤᠳᠠ ᠶᠢᠨ ᠴᠡᠷᠢᠭ ᠤᠨ ᠠᠯᠪᠠᠨ ᠤ ᠪᠠᠶᠢᠭᠤᠯᠭ᠎ᠠ ᠪᠤᠶᠤ ᠬᠤᠷᠢᠶᠠᠨ ᠱᠠᠳᠤᠨ ᠠᠴᠠ ᠲᠡᠭᠡᠭᠰᠢᠬᠢ ᠴᠡᠷᠢᠭ ᠤᠨ ᠶᠠᠪᠤᠳᠠᠯ ᠤᠨ ᠪᠠᠶᠢᠭᠤᠯᠭ᠎ᠠ ᠠᠴᠠ ᠤᠯᠭᠤᠵᠤ ᠦᠭᠬᠦᠭᠰᠡᠨ ᠬᠡᠷᠡᠴᠢ ᠪᠢᠴᠢᠭ       ᠭᠠᠳᠠᠭᠠᠳᠤ ᠠᠴᠠ ᠬᠠᠷᠢᠵᠤ ᠢᠷᠡᠭᠰᠡᠨ ᠲᠤᠮᠳᠠᠳᠤ ᠶᠢᠨ ᠬᠠᠷᠢᠶᠠᠳᠤ ᠪᠤᠯᠤᠨ ᠭᠠᠳᠠᠭᠠᠳᠤ ᠳᠤ ᠰᠤᠷᠤᠯᠴᠠᠬᠤ ᠰᠤᠷᠤᠭᠴᠢᠳ ᠪᠤᠯ᠂ ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠫᠠᠰᠫᠤᠷᠲ ᠪᠤᠶᠤ ᠬᠢᠯᠢ ᠳᠤ ᠤᠷᠤᠭᠰᠠᠨ ᠬᠡᠷᠡᠴᠢ ᠪᠢᠴᠢᠭ︔      ᠠᠷᠠᠳ ᠤᠨ ᠰᠢᠬᠦᠬᠦ ᠬᠤᠷᠢᠶ᠎ᠠ᠂ ᠠᠷᠠᠳ ᠤᠨ ᠪᠠᠶᠢᠴᠠᠭᠠᠬᠤ ᠬᠤᠷᠢᠶ᠎ᠠ ᠪᠤᠶᠤ ᠲᠤᠳᠤᠭᠠᠳᠤ ᠶᠢ ᠬᠠᠮᠠᠭᠠᠯᠠᠬᠤ ᠪᠠᠶᠢᠭᠤᠯᠭ᠎ᠠ ᠠᠴᠠ ᠰᠤᠯᠠᠯᠠᠨ ᠲᠠᠯᠪᠢᠭᠰᠠᠳ ᠪᠤᠯ᠂ ᠰᠤᠯᠠᠯᠠᠨ ᠲᠠᠯᠪᠢᠭᠰᠠᠨ ᠪᠠᠶᠢᠭᠤᠯᠭ᠎ᠠ ᠠᠴᠠ ᠤᠯᠭᠤᠵᠤ ᠦᠭᠬᠦᠭᠰᠡᠨ ᠬᠡᠷᠡᠴᠢ ᠪᠢᠴᠢᠭ᠃       ᠠᠷᠪᠠᠨ ᠲᠦᠷᠪᠡᠳᠦᠭᠡᠷ ᠵᠦᠢᠯ᠄ ᠲᠡᠩᠰᠡᠨ ᠰᠤᠯᠠᠯᠠᠭᠰᠠᠨ᠂ ᠡᠷᠡᠬᠦᠦ ᠰᠢᠢᠳᠭᠡᠯ ᠢ ᠨᠢ ᠬᠤᠶᠢᠰᠢᠯᠠᠭᠤᠯᠤᠭᠰᠠᠨ ᠶᠠᠯᠠᠳᠠᠨ᠂ ᠵᠠᠬᠢᠷᠤᠭᠳᠠᠭᠰᠠᠨ ᠡᠳᠡᠭᠡᠳ ᠪᠤᠯᠤᠨ ᠤᠯᠤᠰ ᠲᠦᠷᠦ ᠶᠢᠨ ᠡᠷᠭᠡ ᠪᠠᠨ ᠬᠠᠤᠯᠢ ᠶᠤᠰᠤᠭᠠᠷ ᠬᠠᠰᠤᠭᠳᠠᠭᠰᠠᠨ ᠪᠤᠰᠤᠳ ᠬᠦᠮᠦᠰ ᠨᠡᠬᠦᠨ ᠰᠢᠯᠵᠢᠬᠦ ᠦᠶ᠎ᠡ᠂ ᠡᠷᠬᠡᠪᠰᠢ ᠡᠷᠦᠭᠡ ᠠᠮᠠ ᠲᠠᠩᠰᠠᠯᠠᠬᠤ ᠪᠠᠶᠢᠭᠤᠯᠭ᠎ᠠ ᠪᠠᠷ ᠲᠠᠮᠵᠢᠨ ᠰᠢᠶᠠᠨ ᠂ ᠬᠤᠳᠠ᠂ ᠬᠤᠳᠠ ᠶᠢᠨ ᠬᠠᠷᠢᠶ᠎ᠠ ᠲᠤᠭᠤᠷᠢᠭ ᠤᠨ ᠠᠷᠠᠳ ᠤᠨ ᠰᠢᠬᠦᠬᠦ ᠬᠤᠷᠢᠶ᠎ᠠ ᠪᠤᠶᠤ ᠲᠤᠳᠤᠭᠠᠳᠤ ᠶᠢ ᠬᠠᠮᠠᠭᠠᠯᠠᠬᠤ ᠪᠠᠶᠢᠭᠤᠯᠭ᠎ᠠ ᠳᠤ ᠤᠯᠠᠮᠵᠢᠯᠠᠨ ᠮᠡᠳᠡᠬᠦᠯᠵᠤ ᠵᠦᠪᠰᠢᠶᠡᠷᠡᠬᠦᠯᠪᠡᠯ᠂ ᠰᠠᠶ᠋ᠢ ᠨᠡᠬᠦᠨ ᠰᠢᠯᠵᠢᠬᠦ ᠲᠠᠩᠰᠠᠯᠠᠯ ᠬᠢᠯᠭᠡᠵᠦ ᠪᠤᠯᠤᠨ᠎ᠠ︔ ᠨᠡᠬᠦᠨ ᠤᠴᠢᠬᠤ ᠭᠠᠵᠠᠷ ᠲᠠᠭᠠᠨ ᠭᠦᠷᠦᠭᠰᠡᠨ ᠤ ᠲᠠᠷᠠᠭ᠎ᠠ᠂ ᠡᠷᠦᠭᠡ ᠠᠮᠠ ᠲᠠᠩᠰᠠᠯᠠᠬᠤ ᠪᠠᠶᠢᠭᠤᠯᠭ᠎ᠠ ᠳᠤ ᠨᠡᠭᠦᠯᠭᠡᠨ ᠤᠷᠤᠭᠤᠯᠬᠤ ᠲᠠᠩᠰᠠᠯᠠᠯ ᠬᠢᠯᠭᠡᠬᠦ ᠪᠠᠷ ᠳᠠᠷᠦ᠋ᠢᠬᠠᠨ ᠭᠤᠶᠤᠴᠢᠯᠠᠨ ᠮᠡᠳᠡᠬᠦᠯᠬᠦ ᠬᠡᠷᠡᠭᠲᠡᠢ᠃  
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1