ᠣᠷᠤᠭ ᠳᠠᠩᠰᠠᠯᠠᠭᠤᠯᠬᠤ ᠲᠤᠬᠠᠶᠢᠲᠠᠢ ᠬᠦᠮᠥᠨ ᠳᠤ ᠪᠠᠶᠢᠪᠠᠰᠦ ᠵᠣᠬᠢᠬᠤ ᠭᠡᠷᠡᠴᠢ ᠪᠢᠴᠢᠭ
ᠨᠡᠶᠢᠲᠡᠯᠡᠭᠰᠡᠨ ᠴᠠᠭ᠄
2017/10/11
      ᠨᠢᠭᠡ᠂ ᠳᠣᠲᠣᠷ ᠭᠠᠵᠠᠷ ᠤᠨ ᠰᠠᠭᠤᠭᠠᠯᠢ ᠠᠷᠠᠳ ᠣᠷᠤᠭ ᠳᠠᠩᠰᠠᠯᠠᠭᠤᠯᠬᠤ ᠳᠤ ᠲᠣᠰᠢᠶᠠᠪᠠᠰᠦ ᠵᠤᠬᠢᠬᠤ ᠵᠦᠢᠯ᠄ ᠲᠤᠰ ᠬᠥᠮᠦᠨ ᠤ ᠪᠠᠶᠢᠩᠭᠤ ᠰᠠᠭᠤᠭ᠎ᠠ ᠡᠷᠦᠬᠡ ᠠᠮᠠ ᠶᠢᠨ ᠳᠡᠪᠲᠡᠷ ᠪᠠ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ᠃ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠬᠢᠭᠡᠳ ᠪᠠᠶᠢᠩᠭᠤ ᠰᠠᠭᠤᠭ᠎ᠠ ᠡᠷᠦᠬᠡ ᠠᠮᠠ ᠶᠢᠨ ᠳᠡᠪᠲᠡᠷ ᠲᠠᠬᠢ ᠣᠪᠤᠭ ᠨᠡᠷ᠎ᠡ᠂ ᠭᠦᠢᠰᠦ ᠢᠯᠭᠠᠯ᠂ ᠲᠥᠷᠥᠭᠰᠡᠨ ᠡᠳᠦᠷ ᠰᠠᠷ᠎ᠠ ᠨᠢ ᠨᠢᠭᠡᠲᠥᠯᠲᠡᠢ ᠪᠠᠶᠢᠬᠤ ᠬᠡᠷᠡᠭᠲᠡᠢ︔ ᠨᠢᠭᠡᠲᠥᠯ ᠦᠭᠡᠢ ᠪᠠᠶᠢᠪᠠᠯ ᠲᠤᠬᠠᠶᠢᠲᠠᠢ ᠬᠥᠮᠦᠨ ᠨᠢ ᠤᠷᠢᠳᠠᠪᠡᠷ ᠬᠤᠯᠪᠤᠭᠳᠠᠯ ᠪᠥᠬᠦᠢ ᠰᠠᠯᠠᠭ᠎ᠠ ᠮᠦᠴᠢᠷ ᠲᠤ ᠬᠦᠷᠴᠦ ᠵᠠᠯᠠᠷᠠᠭᠤᠯᠭ᠎ᠠ ᠬᠢᠯᠭᠡᠬᠦ ᠬᠡᠷᠡᠭᠲᠡᠢ᠃ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠪᠣᠶᠤ ᠪᠠᠶᠢᠩᠭᠤ ᠰᠠᠭᠤᠭ᠎ᠠ ᠡᠷᠦᠬᠡ ᠠᠮᠠ ᠶᠢᠨ ᠳᠡᠪᠲᠡᠷ ᠢᠶᠠᠨ ᠭᠡᠭᠡᠭᠰᠡᠨ ᠪᠣᠯ ᠲᠤᠬᠠᠶᠢᠲᠠᠢ ᠬᠥᠮᠦᠨ ᠤᠷᠢᠳᠠᠪᠡᠷ ᠳᠣᠲᠣᠭᠠᠳᠤ ᠶᠢ ᠬᠠᠮᠠᠭᠠᠯᠠᠬᠤ ᠡᠷᠦᠬᠡ ᠠᠮᠠ ᠶᠢᠨ ᠬᠠᠮᠢᠶᠠᠷᠤᠯᠲᠠ ᠶᠢᠨ ᠰᠠᠯᠠᠭ᠎ᠠ ᠮᠦᠴᠢᠷ ᠲᠤ ᠬᠦᠷᠴᠦ ᠦᠨᠡᠮᠯᠡᠯ ᠨᠥᠬᠦᠵᠦ ᠬᠢᠯᠭᠡᠬᠦ ᠬᠡᠷᠡᠭᠲᠡᠢ᠃        ᠬᠤᠶᠠᠷ᠂ ᠰᠢᠶᠠᠩᠭᠠᠩ ᠤᠨ ᠰᠠᠭᠤᠭᠠᠯᠢ ᠠᠷᠠᠳ ᠣᠷᠤᠭ ᠳᠠᠩᠰᠠᠯᠠᠭᠤᠯᠬᠤ ᠳᠤ ᠲᠣᠰᠢᠶᠠᠪᠠᠰᠦ ᠵᠣᠬᠢᠬᠤ ᠵᠦᠢᠯ᠄      ︵ᠨᠢᠭᠡ︶ ᠰᠢᠶᠠᠩᠭᠠᠩ ᠣᠣᠮᠧᠨ ᠤ ᠰᠠᠭᠤᠭᠠᠯᠢ ᠠᠷᠠᠳ ᠤᠨ ᠳᠣᠲᠣᠷ ᠭᠠᠵᠠᠷ ᠢᠶᠠᠷ ᠵᠣᠷᠴᠢᠬᠤ ᠳᠤ ᠨᠡᠪᠲᠡᠷᠡᠬᠦ ᠦᠨᠡᠮᠯᠡᠯ ᠪᠣᠶᠤ ᠰᠢᠶᠠᠩᠭᠠᠩ ᠣᠣᠮᠧᠨ ᠤ ᠠᠬ᠎ᠠ ᠳᠡᠭᠦᠦ ᠨᠠᠷ ᠤᠨ ᠨᠤᠲᠤᠭ ᠲᠠᠭᠠᠨ ᠪᠤᠴᠠᠬᠤ ᠦᠨᠡᠮᠯᠡᠯ︔       ︵ᠬᠤᠶᠠᠷ︶ ᠰᠢᠶᠠᠩᠭᠠᠩ ᠤᠨ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ︔      ︵ᠭᠤᠷᠪᠠ︶ ᠲᠤᠰ ᠬᠥᠮᠦᠨ ᠬᠤᠯᠪᠤᠰᠦ ᠦᠭᠡᠢ ᠵᠢᠴᠢ ᠨᠥᠭᠦᠭᠡ ᠲᠠᠯ᠎ᠠ ᠶᠢᠨ ᠲᠤᠬᠠᠶᠢᠲᠠᠢ ᠬᠥᠮᠦᠨ ᠯᠦᠭᠡ ᠰᠢᠭᠤᠳ ᠴᠢᠰᠤᠨ ᠲᠥᠷᠥᠯ ᠤᠨ ᠪᠠ ᠭᠤᠷᠪᠠᠨ ᠦᠶ᠎ᠡ ᠶᠢᠨ ᠳᠣᠲᠣᠷ᠎ᠠ ᠦᠶᠡᠯᠢᠳ ᠴᠢᠰᠤᠨ ᠲᠥᠷᠥᠯ ᠤᠨ ᠬᠠᠷᠢᠴᠠᠭ᠎ᠠ ᠦᠭᠡᠢ ᠭᠡᠳᠡᠭ ᠢ ᠰᠢᠶᠠᠩᠭᠠᠩ ᠤᠨ ᠨᠠᠶᠢᠳᠠᠭᠰᠠᠨ ᠠᠯᠪᠠᠨ ᠭᠡᠷᠡᠴᠢᠯᠡᠭᠴᠢ ᠪᠠᠷ ᠭᠡᠷᠡᠴᠢᠯᠡᠭᠦᠯᠦᠭᠰᠡᠨ ᠢᠯᠡᠷᠭᠡᠶᠢᠯᠡᠯᠲᠡ᠃      ᠭᠤᠷᠪᠠ᠂ ᠣᠣᠮᠧᠨ ᠤ ᠰᠠᠭᠤᠭᠠᠯᠢ ᠠᠷᠠᠳ ᠣᠷᠤᠭ ᠳᠠᠩᠰᠠᠯᠠᠭᠤᠯᠬᠤ ᠳᠤ ᠲᠣᠰᠢᠶᠠᠪᠠᠰᠦ ᠵᠣᠬᠢᠬᠤ ᠵᠦᠢᠯ᠄      ︵ᠨᠢᠭᠡ︶ ᠰᠢᠶᠠᠩᠭᠠᠩ ᠣᠣᠮᠧᠨ ᠤ ᠰᠠᠭᠤᠭᠠᠯᠢ ᠠᠷᠠᠳ ᠤᠨ ᠳᠣᠲᠣᠷ ᠭᠠᠵᠠᠷ ᠢᠶᠠᠷ ᠵᠣᠷᠴᠢᠬᠤ ᠳᠤ ᠨᠡᠪᠲᠡᠷᠡᠬᠦ ᠦᠨᠡᠮᠯᠡᠯ ᠪᠣᠶᠤ ᠰᠢᠶᠠᠩᠭᠠᠩ ᠣᠣᠮᠧᠨ ᠤ ᠠᠬ᠎ᠠ ᠳᠡᠭᠦᠦ ᠨᠠᠷ ᠤᠨ ᠨᠤᠲᠤᠭ ᠲᠠᠭᠠᠨ ᠪᠤᠴᠠᠬᠤ ᠦᠨᠡᠮᠯᠡᠯ︔        ︵ᠬᠤᠶᠠᠷ︶ ᠣᠣᠮᠧᠨ ᠤ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ︔       ︵ᠭᠤᠷᠪᠠ︶ ᠲᠤᠰ ᠬᠥᠮᠦᠨ ᠬᠤᠯᠪᠤᠰᠦ ᠦᠭᠡᠢ ᠵᠢᠴᠢ ᠨᠥᠭᠦᠭᠡ ᠲᠠᠯ᠎ᠠ ᠶᠢᠨ ᠲᠤᠬᠠᠶᠢᠲᠠᠢ ᠬᠥᠮᠦᠨ ᠯᠦᠭᠡ ᠰᠢᠭᠤᠳ ᠴᠢᠰᠤᠨ ᠲᠥᠷᠥᠯ ᠤᠨ ᠪᠠ ᠭᠤᠷᠪᠠᠨ ᠦᠶ᠎ᠡ ᠶᠢᠨ ᠳᠣᠲᠣᠷ᠎ᠠ ᠦᠶᠡᠯᠢᠳ ᠴᠢᠰᠤᠨ ᠲᠥᠷᠥᠯ ᠤᠨ ᠬᠠᠷᠢᠴᠠᠭ᠎ᠠ ᠦᠭᠡᠢ ᠭᠡᠳᠡᠭ ᠢ ᠣᠣᠮᠧᠨ ᠤ ᠠᠯᠪᠠᠨ ᠭᠡᠷᠡᠴᠢᠯᠡᠭᠡ ᠶᠢᠨ ᠪᠠᠶᠢᠭᠤᠯᠤᠮᠵᠢ ᠪᠠᠷ ᠭᠡᠷᠡᠴᠢᠯᠡᠭᠦᠯᠦᠭᠰᠡᠨ ᠢᠯᠡᠷᠭᠡᠶᠢᠯᠡᠯᠲᠡ᠃        ᠳᠥᠷᠪᠡ᠂ ᠲᠠᠶᠢᠸᠠᠨ ᠤ ᠰᠠᠭᠤᠭᠠᠯᠢ ᠠᠷᠠᠳ ᠣᠷᠤᠭ ᠳᠠᠩᠰᠠᠯᠠᠭᠤᠯᠬᠤ ᠳᠤ ᠲᠣᠰᠢᠶᠠᠪᠠᠰᠦ ᠵᠣᠬᠢᠬᠤ ᠵᠦᠢᠯ᠄       ︵ᠨᠢᠭᠡ︶ ᠲᠠᠶᠢᠸᠠᠨ ᠤ ᠰᠠᠭᠤᠭᠠᠯᠢ ᠠᠷᠠᠳ ᠤᠨ ᠡᠬᠡ ᠭᠠᠵᠠᠷ ᠢᠶᠠᠷ ᠵᠣᠷᠴᠢᠬᠤ ᠳᠤ ᠨᠡᠪᠲᠡᠷᠡᠬᠦ ᠦᠨᠡᠮᠯᠡᠯ ᠪᠣᠶᠤ ᠪᠣᠰᠤᠳ ᠬᠦᠴᠦᠨ ᠪᠦᠬᠦᠢ ᠵᠢᠭᠤᠯᠴᠢᠯᠠᠯ ᠤᠨ ᠦᠨᠡᠮᠯᠡᠯ︔       ︵ᠬᠤᠶᠠᠷ︶ ᠲᠤᠰ ᠬᠥᠮᠦᠨ ᠤ ᠲᠠᠶᠢᠸᠠᠨ ᠣᠷᠣᠨ ᠳᠤ ᠰᠠᠭᠤᠭ᠎ᠠ ᠬᠦᠴᠦᠨ ᠪᠦᠬᠦᠢ ᠪᠡᠶ᠎ᠡ ᠶᠢᠨ ᠦᠨᠡᠮᠯᠡᠯ︔      ︵ᠭᠤᠷᠪᠠ︶ ᠲᠤᠰ ᠬᠥᠮᠦᠨ ᠬᠤᠯᠪᠤᠰᠦ ᠦᠭᠡᠢ ᠵᠢᠴᠢ ᠨᠥᠭᠦᠭᠡ ᠲᠠᠯ᠎ᠠ ᠶᠢᠨ ᠲᠤᠬᠠᠶᠢᠲᠠᠢ ᠬᠥᠮᠦᠨ ᠯᠦᠭᠡ ᠰᠢᠭᠤᠳ ᠴᠢᠰᠤᠨ ᠲᠥᠷᠥᠯ ᠤᠨ ᠪᠠ ᠭᠤᠷᠪᠠᠨ ᠦᠶ᠎ᠡ ᠶᠢᠨ ᠳᠣᠲᠣᠷ᠎ᠠ ᠦᠶᠡᠯᠢᠳ ᠴᠢᠰᠤᠨ ᠲᠥᠷᠥᠯ ᠤᠨ ᠬᠠᠷᠢᠴᠠᠭ᠎ᠠ ᠦᠭᠡᠢ ᠭᠡᠳᠡᠭ ᠢ ᠲᠠᠶᠢᠸᠠᠨ ᠤ ᠠᠯᠪᠠᠨ ᠭᠡᠷᠡᠴᠢᠯᠡᠭᠡ ᠶᠢᠨ ᠪᠠᠶᠢᠭᠤᠯᠤᠮᠵᠢ ᠪᠠᠷ ᠭᠡᠷᠡᠴᠢᠯᠡᠭᠦᠯᠦᠭᠰᠡᠨ ᠢᠯᠡᠷᠭᠡᠶᠢᠯᠡᠯᠲᠡ᠃        ᠲᠠᠪᠤ᠂ ᠭᠠᠳᠠᠭᠠᠳᠤ ᠳᠤ ᠭᠠᠷᠤᠭᠰᠠᠳ᠂ ᠳᠤᠮᠳᠠᠳᠤ ᠶᠢᠨ ᠬᠠᠷᠢᠶᠠᠳᠤ ᠣᠷᠤᠭ ᠳᠠᠩᠰᠠᠯᠠᠭᠤᠯᠬᠤ ᠳᠤ ᠲᠣᠰᠢᠶᠠᠪᠠᠰᠦ ᠵᠣᠬᠢᠬᠤ ᠵᠦᠢᠯ᠄       ︵ᠨᠢᠭᠡ︶ ᠲᠤᠰ ᠬᠥᠮᠦᠨ ᠤ ᠬᠦᠴᠦᠨ ᠲᠠᠢ ᠫᠠᠰᠫᠣᠷᠲ︔       ︵ᠬᠤᠶᠠᠷ︶ ᠲᠤᠰ ᠬᠥᠮᠦᠨ ᠬᠤᠯᠪᠤᠰᠦ ᠦᠭᠡᠢ ᠵᠢᠴᠢ ᠨᠥᠭᠦᠭᠡ ᠲᠠᠯ᠎ᠠ ᠶᠢᠨ ᠲᠤᠬᠠᠶᠢᠲᠠᠢ ᠬᠥᠮᠦᠨ ᠯᠦᠭᠡ ᠰᠢᠭᠤᠳ ᠴᠢᠰᠤᠨ ᠲᠥᠷᠥᠯ ᠤᠨ ᠪᠠ ᠭᠤᠷᠪᠠᠨ ᠦᠶ᠎ᠡ ᠶᠢᠨ ᠳᠣᠲᠣᠷ᠎ᠠ ᠦᠶᠡᠯᠢᠳ ᠴᠢᠰᠤᠨ ᠲᠥᠷᠥᠯ ᠤᠨ ᠬᠠᠷᠢᠴᠠᠭ᠎ᠠ ᠦᠭᠡᠢ ᠭᠡᠳᠡᠭ ᠲᠤ ᠣᠷᠣᠰᠢᠨ ᠰᠠᠭᠤᠭ᠎ᠠ ᠤᠯᠤᠰ ᠤᠨ ᠠᠯᠪᠠᠨ ᠭᠡᠷᠡᠴᠢᠯᠡᠭᠡ ᠶᠢᠨ ᠪᠠᠶᠢᠭᠤᠯᠤᠮᠵᠢ ᠪᠣᠶᠤ ᠡᠷᠬᠡ ᠲᠠᠢ ᠪᠠᠶᠢᠭᠤᠯᠭ᠎ᠠ ᠶᠢᠨ ᠬᠢᠵᠦ ᠥᠭᠭᠦᠭᠰᠡᠨ ᠭᠡᠷᠡᠴᠢ᠂ ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠤᠰ ᠤᠯᠤᠰ ᠲᠤ ᠰᠠᠭᠤᠭ᠎ᠠ ᠡᠯᠴᠢᠨ ᠰᠠᠶᠢᠳ ︵ᠺᠤᠨᠰᠦ᠋ᠯ︶᠎ ᠤᠨ ᠶᠠᠮᠤᠨ ᠢᠶᠠᠷ ᠭᠡᠷᠡᠴᠢᠯᠡᠭᠦᠯᠦᠭᠰᠡᠨ ᠭᠡᠷᠡᠴᠢ᠂ ᠡᠰᠡᠭᠦᠯ᠎ᠠ ᠲᠤᠰ ᠬᠥᠮᠦᠨ ᠬᠤᠯᠪᠤᠰᠦ ᠦᠭᠡᠢ ᠵᠢᠴᠢ ᠨᠥᠭᠦᠭᠡ ᠲᠠᠯ᠎ᠠ ᠶᠢᠨ ᠲᠤᠬᠠᠶᠢᠲᠠᠢ ᠬᠥᠮᠦᠨ ᠯᠦᠭᠡ ᠰᠢᠭᠤᠳ ᠴᠢᠰᠤᠨ ᠲᠥᠷᠥᠯ ᠤᠨ ᠪᠠ ᠭᠤᠷᠪᠠᠨ ᠦᠶ᠎ᠡ ᠶᠢᠨ ᠳᠣᠲᠣᠷ᠎ᠠ ᠦᠶᠡᠯᠢᠳ ᠴᠢᠰᠤᠨ ᠲᠥᠷᠥᠯ ᠤᠨ ᠬᠠᠷᠢᠴᠠᠭ᠎ᠠ ᠦᠭᠡᠢ ᠭᠡᠳᠡᠭ ᠲᠤ ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠤᠰ ᠤᠯᠤᠰ ᠲᠤ ᠰᠠᠭᠤᠭ᠎ᠠ ᠡᠯᠴᠢᠨ ᠰᠠᠶᠢᠳ ︵ᠺᠤᠨᠰᠦ᠋ᠯ︶᠎ ᠤᠨ ᠶᠠᠮᠤᠨ ᠤ ᠬᠢᠵᠦ ᠥᠭᠭᠦᠭᠰᠡᠨ ᠭᠡᠷᠡᠴᠢ᠃ ᠳᠤᠮᠳᠠᠳᠤ ᠤᠯᠤᠰ ᠯᠤᠭ᠎ᠠ ᠭᠠᠳᠠᠭᠠᠳᠤ ᠬᠠᠷᠢᠯᠴᠠᠭ᠎ᠠ ᠦᠭᠡᠢ ᠤᠯᠤᠰ ᠤᠨ ᠬᠢᠵᠦ ᠥᠭᠭᠦᠭᠰᠡᠨ ᠬᠤᠯᠪᠤᠭᠳᠠᠯ ᠪᠥᠬᠦᠢ ᠭᠡᠷᠡᠴᠢ ᠶᠢ ᠲᠤᠰ ᠤᠯᠤᠰ ᠪᠣᠯᠣᠨ ᠳᠤᠮᠳᠠᠳᠤ ᠤᠯᠤᠰ ᠯᠤᠭ᠎ᠠ ᠴᠦᠮ ᠭᠠᠳᠠᠭᠠᠳᠤ ᠬᠠᠷᠢᠯᠴᠠᠭ᠎ᠠ ᠲᠠᠢ ᠭᠤᠷᠪᠠᠳᠤᠭᠠᠷ ᠤᠯᠤᠰ ᠤᠨ ᠲᠤᠰ ᠤᠯᠤᠰ ᠲᠤ ᠰᠠᠭᠤᠭ᠎ᠠ ᠡᠯᠴᠢᠨ ᠰᠠᠶᠢᠳ ︵ᠺᠤᠨᠰᠦ᠋ᠯ︶᠎ ᠤᠨ ᠶᠠᠮᠤᠨ ᠪᠣᠯᠣᠨ ᠳᠤᠮᠳᠠᠳᠤ ᠤᠯᠤᠰ ᠤᠨ ᠭᠤᠷᠪᠠᠳᠤᠭᠠᠷ ᠤᠯᠤᠰ ᠲᠤ ᠰᠠᠭᠤᠭ᠎ᠠ ᠡᠯᠴᠢᠨ ᠰᠠᠶᠢᠳ ︵ᠺᠤᠨᠰᠦ᠋ᠯ︶᠎ ᠤᠨ ᠶᠠᠮᠤᠨ ᠢᠶᠠᠷ ᠭᠡᠷᠡᠴᠢᠯᠡᠭᠦᠯᠬᠦ ᠪᠣᠶᠤ ᠭᠤᠷᠪᠠᠳᠤᠭᠠᠷ ᠤᠯᠤᠰ ᠤᠨ ᠳᠤᠮᠳᠠᠳᠤ ᠤᠯᠤᠰ ᠲᠤ ᠰᠠᠭᠤᠭ᠎ᠠ ᠡᠯᠴᠢᠨ ᠰᠠᠶᠢᠳ ︵ᠺᠤᠨᠰᠦ᠋ᠯ︶᠎ ᠤᠨ ᠶᠠᠮᠤᠨ ᠢᠶᠠᠷ ᠭᠡᠷᠡᠴᠢᠯᠡᠭᠦᠯᠬᠦ ᠬᠡᠷᠡᠭᠲᠡᠢ᠃       ᠵᠢᠷᠭᠤᠭ᠎ᠠ᠂ ᠭᠠᠳᠠᠭᠠᠳᠤ ᠶᠢᠨ ᠬᠥᠮᠦᠨ ᠣᠷᠤᠭ ᠳᠠᠩᠰᠠᠯᠠᠭᠤᠯᠬᠤ ᠳᠤ ᠲᠣᠰᠢᠶᠠᠪᠠᠰᠦ ᠵᠣᠬᠢᠬᠤ ᠵᠦᠢᠯ᠄      ︵ᠨᠢᠭᠡ︶ ᠲᠤᠰ ᠬᠥᠮᠦᠨ ᠤ ᠬᠦᠴᠦᠨ ᠲᠠᠢ ᠫᠠᠰᠫᠣᠷᠲ ᠪᠣᠶᠤ ᠣᠯᠠᠨ ᠤᠯᠤᠰ ᠲᠤ ᠵᠢᠭᠤᠯᠴᠢᠯᠠᠬᠤ ᠬᠦᠴᠥᠨ ᠪᠦᠬᠦᠢ ᠪᠤᠰᠤᠳ ᠦᠨᠡᠮᠯᠡᠯ︔      ︵ᠬᠤᠶᠠᠷ︶ ᠲᠤᠰ ᠬᠦᠮᠥᠨ ᠬᠤᠯᠪᠤᠰᠦ ᠦᠭᠡᠢ ᠭᠡᠳᠡᠭ ᠲᠤ ᠲᠡᠭᠦᠨ ᠤ ᠪᠠᠶᠢᠭ᠎ᠠ ᠤᠯᠤᠰ ᠤᠨ ᠠᠯᠪᠠᠨ ᠭᠡᠷᠡᠴᠢᠯᠡᠭᠡ ᠶᠢᠨ ᠪᠠᠶᠢᠭᠤᠯᠤᠮᠵᠢ ᠪᠣᠶᠤ ᠡᠷᠬᠡ ᠲᠠᠢ ᠪᠠᠶᠢᠭᠤᠯᠭ᠎ᠠ ᠶᠢᠨ ᠬᠢᠵᠦ ᠥᠭᠭᠦᠭᠰᠡᠨ᠂ ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠤᠰ ᠤᠯᠤᠰ ᠲᠤ ᠰᠠᠭᠤᠭ᠎ᠠ ᠡᠯᠴᠢᠨ ᠰᠠᠶᠢᠳ ︵ᠺᠤᠨᠰᠦ᠋ᠯ︶᠎ ᠤᠨ ᠶᠠᠮᠤᠨ ᠢᠶᠠᠷ ᠭᠡᠷᠡᠴᠢᠯᠡᠭᠦᠯᠦᠭᠰᠡᠨ ᠪᠣᠶᠤ ᠲᠤᠰ ᠤᠯᠤᠰ ᠤᠨ ᠳᠤᠮᠳᠠᠳᠤ ᠤᠯᠤᠰ ᠲᠤ ᠰᠠᠭᠤᠭ᠎ᠠ ᠡᠯᠴᠢᠨ ᠰᠠᠶᠢᠳ ︵ᠺᠤᠨᠰᠦ᠋ᠯ︶᠎ ᠤᠨ ᠶᠠᠮᠤᠨ ᠤ ᠭᠡᠷᠡᠴᠢᠯᠡᠭᠰᠡᠨ ᠭᠡᠷᠡᠴᠢ︔ ᠡᠰᠡᠭᠦᠯ᠎ᠠ ᠲᠤᠰ ᠬᠦᠮᠥᠨ ᠬᠤᠯᠪᠤᠰᠦ ᠦᠭᠡᠢ ᠭᠡᠳᠡᠭ ᠲᠤ ᠲᠡᠭᠦᠨ ᠤ ᠪᠠᠶᠢᠭ᠎ᠠ ᠤᠯᠤᠰ ᠤᠨ ᠳᠤᠮᠳᠠᠳᠦ ᠤᠯᠤᠰ ᠲᠤ ᠰᠠᠭᠤᠭ᠎ᠠ ᠡᠯᠴᠢᠨ ᠰᠠᠶᠢᠳ ︵ᠺᠤᠨᠰᠦ᠋ᠯ︶᠎ ᠤᠨ ᠶᠠᠮᠤᠨ ᠤ ᠬᠢᠵᠦ ᠥᠭᠭᠦᠭᠰᠡᠨ ᠭᠡᠷᠡᠴᠢ᠃ ᠳᠤᠮᠳᠠᠳᠤ ᠤᠯᠤᠰ ᠯᠤᠭ᠎ᠠ ᠭᠠᠳᠠᠭᠠᠳᠤ ᠬᠠᠷᠢᠯᠴᠠᠭ᠎ᠠ ᠦᠭᠡᠢ ᠤᠯᠤᠰ ᠤᠨ ᠬᠢᠵᠦ ᠥᠭᠭᠦᠭᠰᠡᠨ ᠬᠤᠯᠪᠤᠭᠳᠠᠯ ᠪᠥᠬᠦᠢ ᠭᠡᠷᠡᠴᠢ ᠶᠢ ᠲᠤᠰ ᠤᠯᠤᠰ ᠪᠣᠯᠣᠨ ᠳᠤᠮᠳᠠᠳᠤ ᠤᠯᠤᠰ ᠯᠤᠭ᠎ᠠ ᠴᠦᠮ ᠭᠠᠳᠠᠭᠠᠳᠤ ᠬᠠᠷᠢᠯᠴᠠᠭ᠎ᠠ ᠲᠠᠢ ᠭᠤᠷᠪᠠᠳᠤᠭᠠᠷ ᠤᠯᠤᠰ ᠤᠨ ᠲᠤᠰ ᠤᠯᠤᠰ ᠲᠤ ᠰᠠᠭᠤᠭ᠎ᠠ ᠡᠯᠴᠢᠨ ᠰᠠᠶᠢᠳ ︵ᠺᠤᠨᠰᠦ᠋ᠯ︶᠎ ᠤᠨ ᠶᠠᠮᠤᠨ ᠪᠣᠯᠣᠨ ᠳᠤᠮᠳᠠᠳᠤ ᠤᠯᠤᠰ ᠤᠨ ᠭᠤᠷᠪᠠᠳᠤᠭᠠᠷ ᠤᠯᠤᠰ ᠲᠤ ᠰᠠᠭᠤᠭ᠎ᠠ ᠡᠯᠴᠢᠨ ᠰᠠᠶᠢᠳ ︵ᠺᠤᠨᠰᠦ᠋ᠯ︶᠎ ᠤᠨ ᠶᠠᠮᠤᠨ ᠢᠶᠠᠷ ᠭᠡᠷᠡᠴᠢᠯᠡᠭᠦᠯᠬᠦ᠂ ᠡᠰᠡᠭᠦᠯ᠎ᠡ ᠭᠤᠷᠪᠠᠳᠤᠭᠠᠷ ᠤᠯᠤᠰ ᠤᠨ ᠳᠤᠮᠳᠠᠳᠤ ᠤᠯᠤᠰ ᠲᠤ ᠰᠠᠭᠤᠭ᠎ᠠ ᠡᠯᠴᠢᠨ ᠰᠠᠶᠢᠳ ︵ᠺᠤᠨᠰᠦ᠋ᠯ︶᠎ ᠤᠨ ᠶᠠᠮᠤᠨ ᠢᠶᠠᠷ ᠭᠡᠷᠡᠴᠢᠯᠡᠭᠦᠯᠬᠦ ᠬᠡᠷᠡᠭᠲᠡᠢ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1