| ᠶᠤᠸᠠᠨ ᠪᠤᠤ ᠱᠠᠨᠲ᠋ᠤᠭᠤᠷᠢᠭ ᠲᠤ 36.8 ᠲᠦᠮᠡᠨ ᠮᠣ᠋ ᠲᠠᠷᠢᠶᠠᠨ ᠭᠠᠵᠠᠷ ᠲᠠᠢ᠃ ᠡᠭᠦᠨ ᠳᠤ | ᠤᠰᠤᠯᠠᠯᠲᠠ ᠶᠢᠨ ᠭᠠᠵᠠᠷ 25.5 ᠲᠦᠮᠡᠨ ᠮᠤ᠋ ᠪᠠᠶᠢᠳᠠᠭ᠃ ᠲᠠᠷᠢᠶᠠᠨ ᠭᠠᠵᠠᠷ ᠨᠢ ᠪᠠᠭ᠎ᠠ ᠬᠤᠵᠢᠷᠯᠢᠭ᠂ ᠠᠽᠤᠲ | ᠂ ᠹᠤᠰᠹᠤᠷ᠂ ᠺᠠᠯᠢ ᠵᠡᠷᠭᠡ ᠡᠯᠧᠮᠧᠨᠲ ᠳᠤᠲᠠᠮᠠᠭ ᠪᠠᠶᠢᠳᠠᠭ᠃ ᠲᠠᠷᠢᠮᠠᠯ ᠤᠨ ᠲᠦᠷᠦᠯ ᠵᠦᠢᠯ ᠨᠢ ᠭᠤᠤᠯᠳᠠᠭᠤ | ᠨᠠᠷᠢᠮᠤ᠂ ᠡᠷᠳᠡᠨᠢ ᠰᠢᠰᠢ᠂ ᠰᠢᠰᠢ᠂ ᠪᠤᠭᠤᠳᠠᠢ᠂ ᠳᠣᠲᠤᠷᠭ᠎ᠠ᠂ ᠪᠤᠷᠴᠠᠭ᠂ ᠨᠠᠷᠠᠨ ᠬᠤᠸᠠᠷ᠂ ᠮᠠᠭᠠᠵᠢ᠂ ᠰᠢᠬᠢᠷᠯᠢᠭ | ᠨᠤᠭᠤᠭ᠎ᠠ᠂ ᠨᠠᠪᠴᠢᠨ ᠲᠠᠮᠠᠬᠢ᠂ ᠲᠠᠷᠪᠤᠰ ᠵᠡᠷᠭᠡ ᠪᠤᠯᠤᠨ᠎ᠠ᠃ ᠢᠳᠡᠰᠢᠨ ᠨᠣᠭᠤᠭ᠎ᠠ ᠳᠤ 7 ᠶᠡᠭᠡ ᠲᠦᠷᠦᠯ 40 | ᠭᠠᠷᠤᠢ ᠵᠤᠶᠢᠯ ᠪᠠᠶᠢᠳᠠᠭ᠃ ᠭᠤᠤᠯᠳᠠᠭᠤ ᠯᠤᠤᠪᠠᠩ᠂ ᠬᠤᠯᠤᠤᠪᠠᠩ᠂ ᠴᠠᠭᠠᠨ ᠨᠤᠭᠤᠭ᠎ᠠ᠂ ᠪᠦᠭᠡᠷᠡᠩᠬᠡᠢ ᠴᠠᠭᠠᠨ | ᠨᠤᠭᠤᠭ᠎ᠠ᠂ ᠴᠣᠬᠤᠷ ᠨᠤᠭᠤᠭ᠎ᠠ᠂ ᠦᠷᠭᠡᠰᠦᠳᠦ ᠬᠡᠮᠬᠡ᠂ ᠡᠪᠡᠷ ᠬᠡᠮᠬᠡ᠂ ᠲᠥᠪᠡᠳ ᠬᠠᠰᠢ ᠂ ᠴᠢᠨᠵᠤᠤ᠂ | ᠤᠷᠲᠤ ᠪᠤᠷᠴᠠᠭ᠂ ᠯᠤᠬᠠᠱᠧᠩ᠂ ᠪᠦᠸᠧᠽᠠᠢ᠂ ᠴᠢᠨᠽᠠᠢ᠂ ᠰᠤᠩᠬᠢᠨ᠎ᠠ ᠂ ᠪᠦᠭᠡᠷᠡᠩᠬᠡᠢ ᠰᠤᠩᠬᠢᠨ᠎ᠠ ᠵᠡᠷᠭᠡ ᠪᠤᠢ᠃ | ᠵᠢᠮᠢᠰ ᠤᠨ ᠲᠦᠷᠦᠯ ᠳᠤ ᠭᠤᠤᠯᠳᠠᠭᠤ ᠠᠯᠮᠤᠷᠠᠳ᠂ ᠠᠯᠢᠮ᠎ᠠ᠂ ᠦᠵᠤᠮ᠂ ᠬᠤᠰᠢᠭ᠎ᠠ᠂ ᠲᠤᠯᠤᠨᠤ᠂ | ᠭᠦᠵᠡᠯᠵᠡᠭᠡᠨ᠎ᠡ ᠵᠡᠷᠭᠡ ᠪᠤᠢ᠃ ᠫᠢᠩᠵᠦᠸᠠᠩ ᠪᠠᠯᠭᠠᠰᠤ ᠳᠤ ᠶᠢᠨ ᠰᠢᠦ ᠱᠠᠨ ᠵᠢᠮᠢᠰ ᠤᠨ ᠬᠦᠷᠢᠶᠡᠯᠡᠩ᠂ ᠰᠢᠩ | ᠯᠦᠩ ᠵᠦᠸᠠᠩ ᠵᠢᠮᠢᠰ ᠤᠨ ᠬᠦᠷᠢᠶᠡᠯᠡᠩ᠂ ᠹᠧᠩ ᠰᠢᠦᠢ ᠭᠧᠦ ᠪᠠᠯᠭᠠᠰᠤ ᠶᠢᠨ ᠦᠵᠤᠮ ᠤᠨ ᠬᠦᠷᠢᠶᠡᠯᠡᠩ ᠵᠡᠷᠭᠡ | ᠵᠢᠮᠢᠰ ᠤᠨ ᠬᠦᠷᠢᠶᠡᠯᠡᠩ ᠤᠳ ᠪᠠᠶᠢᠳᠠᠭ᠃ ᠲᠠᠷᠢᠶᠠᠯᠠᠩ ᠤᠨ ᠰᠢᠨ᠎ᠡ ᠮᠡᠷᠭᠡᠵᠢᠯ ᠤᠨ ᠲᠦᠭᠡᠮᠡᠯᠵᠢᠭᠦᠯᠦᠯᠳᠡ ᠳᠤ | ᠭᠤᠤᠯᠳᠠᠭᠤ ᠪᠦᠷᠬᠦᠪᠴᠢᠲᠦ ᠲᠠᠷᠢᠶ᠎ᠠ᠂ ᠡᠷᠳᠡᠨᠢ ᠰᠢᠰᠢ ᠶᠢᠨ ᠬᠡᠪᠴᠢᠶᠡᠵᠢᠭᠦᠯᠦᠨ ᠲᠠᠷᠢᠬᠤ᠂ ᠭᠦᠨ ᠬᠠᠭᠠᠯᠪᠤᠷᠢᠯᠠᠬᠤ | ᠵᠡᠷᠭᠡ ᠮᠡᠷᠭᠡᠵᠢᠯ ᠪᠤᠢ᠃ ᠲᠤᠰ ᠲᠤᠭᠤᠷᠢᠭ ᠤᠨ ᠭᠡᠷ ᠤᠨ ᠲᠡᠵᠢᠭᠡᠪᠦᠷᠢ ᠳᠤ ᠭᠤᠤᠯᠳᠠᠭᠤ ᠦᠬᠡᠷ᠂ ᠮᠣᠷᠢ᠂ | ᠡᠯᠵᠢᠭᠡ᠂ ᠬᠤᠨᠢ᠂ ᠢᠮᠠᠭ᠎ᠠ᠂ ᠭᠠᠭ᠋ᠠᠢ᠂ ᠲᠠᠬᠢᠶ᠎ᠠ᠂ ᠭᠠᠯᠠᠭᠤ᠂ ᠨᠤᠭᠤᠰᠤ ᠵᠡᠷᠭᠡ ᠪᠤᠢ᠃ |